Сонин
Монголын үнэн сонин
ᠮᠣᠩᠭᠣᠯ ᠤᠨ ᠦᠨᠡᠨ ᠰᠣᠨᠢᠨ 1924/199
Худалдаж авах
Цахим ном
120'000 ₮
Loading...
Бүтээлийн тухай
Бүтээлийн хэсгээс
Үнэлгээ өгөх
1920 ᠣᠨ ᠤ 11 ᠍ ᠳᠤᠭᠠᠷ ᠰᠠᠷᠠ ᠶᠢᠨ 10 ᠍ ᠳᠤ ᠣᠷᠣᠰ ᠤᠨ ᠡᠷᠡᠬᠦᠦ ᠬᠣᠲᠠᠳ ᠠᠩᠬᠠ ᠬᠡᠪᠯᠡᠭᠳᠡᠨ ᠭᠠᠷᠴᠤ᠂ 1921 ᠣᠨ ᠤ 4 ᠍ ᠳᠤᠭᠠᠷ ᠰᠠᠷᠠ ᠶᠢᠨ 19 ᠬᠦᠷᠲᠡᠯᠡ ᠨᠡᠶᠢᠲᠡ 6 ᠳ᠋ᠤᠭᠠᠷ ᠭᠠᠷᠴᠠᠢ᠃ ᠮᠣᠩᠭᠣᠯ ᠤᠨ ᠬᠤᠪᠢᠰᠬᠠᠯᠴᠢᠳ ᠺᠣᠮᠢᠨᠲ᠋ᠧᠷᠠᠨ ᠤ ᠠᠯᠤᠰ ᠳᠣᠷᠣᠨᠠᠲᠤ ᠶᠢᠨ ᠨᠠᠷᠢᠨ ᠪᠢᠴᠢᠭ ᠦᠨ ᠳᠠᠷᠤᠭᠠ ᠨᠠᠷ ᠤᠨ ᠭᠠᠵᠠᠷ ᠠᠴᠠ ᠲᠤᠰᠠᠯᠠᠮᠵᠢ ᠠᠪᠬᠤ ᠪᠠᠷ ᠡᠷᠡᠬᠦᠦ ᠬᠣᠲᠠᠳ ᠪᠠᠶᠢᠬᠤ ᠬᠤᠭᠤᠴᠠᠭᠠᠨ ᠳᠤ ᠲᠡᠳᠡᠨ ᠦ ᠢᠳᠡᠪᠬᠢᠲᠡᠢ ᠲᠤᠰᠠ ᠳᠡᠮᠵᠢᠯᠭᠡ ᠪᠡᠷ ᠭᠠᠷᠭᠠᠵᠤ ᠪᠠᠶᠢᠭᠰᠠᠨ ᠠᠩᠬᠠᠨ ᠤ ᠬᠤᠪᠢᠰᠬᠠᠯᠲᠤ ᠨᠢᠭᠤᠴᠠ ᠰᠣᠨᠢᠨ ᠶᠤᠮ᠃ ᠡᠨᠡ ᠰᠣᠨᠢᠨ ᠨᠢ 38 ᠬ 54 ᠰᠠᠨᠲ᠋ᠢᠮᠧᠲ᠋ᠷ ᠶᠢᠨ ᠬᠡᠮᠵᠢᠶᠡ ᠲᠡᠢ᠂ 4 ᠨᠡᠭᠦᠷᠢ ᠲᠡᠢ ᠪᠡᠷ ᠴᠢᠯᠠᠭᠤᠨ ᠪᠠᠷᠰ ᠢᠶᠠᠷ ᠳ᠋ᠤᠭᠠᠷ ᠪᠦᠷᠢ ᠶᠢ 3᠂000 ᠬᠤᠪᠢ ᠬᠡᠪᠯᠡᠵᠦ᠂ ᠠᠷᠠᠳ ᠤᠨ ᠬᠤᠪᠢᠰᠬᠠᠯ ᠤᠨ ᠫᠠᠷᠲ᠋ᠢᠽᠠᠨ ᠴᠡᠷᠢᠭ ᠦᠳ ᠢᠶᠡᠷ ᠳᠠᠮᠵᠢᠭᠤᠯᠤᠨ ᠣᠯᠠᠨ ᠲᠦᠮᠡᠨ ᠳᠦ ᠲᠠᠷᠠᠭᠠᠵᠤ ᠪᠠᠶᠢᠪᠠ. 《ᠮᠣᠩᠭᠣᠯ ᠤᠨ ᠦᠨᠡᠨ》 ᠰᠣᠨᠢᠨ 《ᠣᠷᠣᠨ ᠪᠦᠬᠦᠨ ᠦ ᠫᠷᠣᠯᠧᠲ᠋ᠠᠷᠢ ᠨᠠᠷ ᠨᠢᠭᠡᠳᠦᠭᠲᠦᠩ!》 ᠭᠡᠰᠡᠨ ᠤᠷᠢᠶᠠ ᠲᠠᠢ᠂ 《ᠡᠨᠡᠬᠦ 〈ᠮᠣᠩᠭᠣᠯ ᠤᠨ ᠦᠨᠡᠨ〉 ᠬᠡᠮᠡᠬᠦ ᠰᠡᠳᠬᠦᠯ ᠢ ᠳᠡᠯᠡᠬᠡᠢ ᠳᠠᠬᠢᠨ ᠤ ᠡᠪ ᠬᠠᠮᠲᠤ ᠶᠢᠨ ᠢᠨᠲ᠋ᠧᠷᠨᠠᠼᠢᠤᠨᠠᠯ ᠨᠠᠮ ᠤᠨ ᠠᠯᠤᠰ ᠳᠣᠷᠣᠨᠠᠲᠤ ᠶᠢᠨ ᠬᠣᠷᠢᠶᠠᠨ ᠤ ᠮᠣᠩᠭᠣᠯ᠂ ᠲᠥᠪᠡᠳ ᠦᠨ ᠬᠡᠯᠲᠡᠰ ᠡᠴᠡ ᠲᠠᠷᠠᠭᠠᠨᠠ》 ᠭᠡᠰᠡᠨ ᠲᠠᠶᠢᠯᠪᠤᠷᠢ ᠪᠢᠴᠢᠭᠡᠰᠦᠲᠡᠢ ᠬᠡᠪᠯᠡᠭᠳᠡᠵᠦ ᠪᠠᠶᠢᠴᠠᠢ᠃ ХХ ᠵᠠᠭᠤᠨ ᠤ ᠡᠬᠢᠨ ᠦᠶᠡ ᠶᠢᠨ ᠮᠣᠩᠭᠣᠯ ᠣᠷᠣᠨ ᠤ ᠲᠡᠦᠬᠡ ᠶᠢᠨ ᠨᠡᠩ ᠡᠭᠡᠵᠢᠭᠲᠡᠢ ᠦᠶᠡ ᠳᠦ ᠭᠠᠷᠴᠤ ᠪᠠᠶᠢᠭᠰᠠᠨ ᠡᠨᠡ ᠰᠣᠨᠢᠨ ᠮᠣᠩᠭᠣᠯ ᠤᠨ ᠠᠷᠠᠳ ᠲᠦᠮᠡᠨ ᠢ ᠬᠤᠪᠢᠰᠬᠠᠯᠲᠤ ᠲᠡᠮᠡᠴᠡᠯ ᠳᠦ ᠤᠷᠢᠶᠠᠯᠠᠨ ᠲᠠᠭᠤᠳᠠᠬᠤ᠂ ᠬᠤᠪᠢᠰᠬᠠᠯᠴᠢᠳ ᠤᠨ ᠦᠵᠡᠯ ᠪᠣᠳᠣᠯ ᠢ ᠨᠢᠭᠡᠳᠬᠡᠬᠦ᠂ ᠠᠷᠠᠳ ᠤᠨ ᠨᠠᠮ ᠢ ᠪᠠᠶᠢᠭᠤᠯᠵᠤ ᠪᠡᠬᠢᠵᠢᠭᠦᠯᠬᠦ ᠳᠦ ᠴᠢᠬᠤᠯᠠ ᠡᠭᠦᠷᠭᠡ ᠭᠦᠢᠴᠡᠳᠭᠡᠭᠰᠡᠨ ᠪᠥᠭᠡᠳ ᠮᠠᠨ ᠤ ᠣᠷᠣᠨ ᠤ ᠳᠠᠯᠠᠭᠠᠳ ᠵᠢᠯ ᠦᠷᠭᠦᠯᠵᠢᠯᠡᠭᠰᠡᠨ ᠬᠤᠪᠢᠰᠬᠠᠯᠲᠤ ᠬᠡᠪᠯᠡᠯ᠂ ᠺᠣᠮᠮᠤᠶᠢᠨᠢᠰᠲ ᠰᠡᠳᠬᠦᠯ ᠵᠦᠢ ᠶᠢᠨ ᠡᠬᠢᠯᠡᠯ ᠢ ᠲᠠᠯᠪᠢᠭᠰᠠᠨ ᠶᠤᠮ᠃
Нэвтэрсэн хэрэглэгч үнэлгээ өгөх боломжтой!
# монголын үнэн сонин
# монгол бичиг